00:00/00:00
随时随地任意搜索并下载全网无损歌曲
扫描右侧二维码下载歌曲到手机
免费获取更多无损音乐下载链接

文本歌词


代沁 - 新概念民歌
作词:乌日根
作曲:乌日根
ᠰᠢᠨ᠎ᠡ ᠬᠡᠮᠨᠡᠯ ᠦᠨ ᠠᠷᠠᠳ ᠤᠨ ᠳᠠᠭᠣᠣ
ᠳᠠᠭᠣᠴᠢᠨ ᠄ ᠳᠠᠶᠢᠴᠢᠨ
ᠪᠠᠷᠠᠭᠣᠨ ᠬᠣᠶᠢᠨ᠎ᠠ ᠠᠴᠠ ᠡᠭᠦᠯᠡ ᠨᠢ ᠭᠠᠷᠣᠯ᠎ᠠ ᠳ᠋ᠠ
ᠪᠠᠰᠠ ᠴᠤ ᠪᠣᠷᠣᠭᠠᠨ ᠣᠷᠣᠬᠣ ᠶᠤᠮ ᠪᠠ ᠬᠥ᠋
ᠪᠣᠳᠣᠯᠭᠠᠨ ᠳᠣᠳᠣᠷ᠎ᠠ ᠳ᠋ᠸᠩ ᠲᠣᠩ ᠲᠠᠢ ᠪᠠᠶᠢᠨ᠎ᠠ ᠳ᠋ᠡ
ᠪᠠᠭᠠᠬᠠᠨ ᠳᠠᠭᠣᠯᠠ ᠠᠴᠠ ᠰᠠᠯᠬᠤ ᠶᠤᠮ ᠪᠠ ᠬᠥ᠋
ᠵᠡᠭᠦᠨ ᠬᠣᠶᠢᠨ᠎ᠠ ᠠᠴᠠ ᠡᠭᠦᠯᠡ ᠨᠢ ᠭᠠᠷᠣᠯ᠎ᠠ ᠳ᠋ᠠ
ᠵᠦᠰᠡᠷ ᠪᠣᠷᠣᠭᠠᠨ ᠣᠷᠣᠬᠣ ᠶᠤᠮ ᠪᠠ ᠬᠥ᠋
ᠵᠢᠷᠦᠬᠡᠨ ᠦ ᠳᠣᠳᠣᠷ᠎ᠠ ᠳ᠋ᠸᠩ ᠲᠣᠩ ᠲᠠᠢ ᠪᠠᠶᠢᠨ᠎ᠡ ᠳ᠋ᠠ
ᠵᠦᠢᠲᠡᠢ ᠳᠠᠭᠣᠯᠠ ᠠᠴᠠ ᠰᠠᠯᠬᠣ ᠶᠤᠮ ᠪᠠ ᠬᠥ᠋
ᠵᠦᠢᠲᠡᠢ ᠳᠠᠭᠣᠯᠠ ᠠᠴᠠ ᠰᠠᠯᠬᠣ ᠶᠤᠮ ᠪᠠ ᠬᠥ᠋
ᠴᠠᠭᠠᠨ ᠰᠠᠭᠠᠷᠠᠯ ᠡᠯᠵᠢᠭᠡ ᠴᠢᠨᠢ ᠳ᠋ᠡ ᠴᠠᠭᠠᠰᠢ ᠪᠡᠨ ᠴᠢᠩᠭᠠᠨ᠎ᠠ
ᠴᠠᠭᠠᠬᠠᠨ ᠲᠦᠷᠦᠭᠰᠡᠨ ᠲᠠᠨᠬᠤᠸᠠᠷ ᠠᠩᠭ᠎ᠠ ᠵᠢᠷᠦᠬᠡ ᠶᠢ ᠴᠢᠩᠭᠠᠨ᠎ᠠ
ᠴᠠᠭᠠᠬᠠᠨ ᠲᠦᠷᠦᠭᠰᠡᠨ ᠲᠠᠨᠬᠤᠸᠠᠷ ᠠᠩᠭ᠎ᠠ ᠪᠠᠨ ᠰᠠᠨᠠᠵᠤ ᠯᠠ ᠪᠣᠳᠣᠭᠠᠳ ᠢᠷᠡᠪᠡᠯ ᠳ᠋ᠡ
ᠰᠠᠨᠠᠵᠤ ᠯᠠ ᠪᠠᠶᠢᠨᠤ ᠪᠣᠳᠣᠵᠣ ᠯᠠ ᠪᠠᠶᠢᠨᠤ ᠮᠡᠳᠡᠬᠦ ᠦᠬᠡᠢ ᠯᠢ ᠮᠠᠮᠠ ᠬᠦᠢ
ᠪᠣᠷᠣ ᠴᠤ ᠰᠠᠭᠠᠷᠠᠯ ᠡᠯᠵᠢᠭᠡ ᠴᠢᠨᠢ ᠳ᠋ᠡ ᠪᠣᠷᠣᠭᠣᠰᠢᠶᠡᠨ ᠴᠢᠩᠭᠠᠨ᠎ᠠ
ᠪᠣᠯᠣᠮᠠᠷ ᠲᠦᠷᠦᠭᠰᠡᠨ ᠲᠠᠨᠬᠤᠸᠠᠷ ᠠᠩᠭ᠎ᠠ ᠵᠢᠷᠦᠬᠡ ᠶᠢ ᠴᠢᠩᠭᠠᠨ᠎ᠠ
ᠪᠣᠯᠣᠮᠠᠷ ᠲᠦᠷᠦᠭᠰᠡᠨ ᠲᠠᠨᠬᠤᠸᠠᠷ ᠠᠩᠭ᠎ᠠ ᠪᠠᠨ ᠪᠣᠳᠣᠵᠤ ᠰᠠᠨᠠᠭᠠᠳ ᠢᠷᠡᠪᠡᠯ ᠳ᠋ᠡ
ᠪᠣᠰᠴᠣ ᠯᠠ ᠪᠠᠶᠢᠨᠤ ᠰᠠᠭᠣᠵᠤ ᠯᠠ ᠪᠠᠶᠢᠨᠤ ᠮᠡᠳᠡᠬᠦ ᠦᠬᠡᠢ ᠯᠢ ᠮᠠᠮᠠ ᠬᠦᠢ
ᠮᠠᠮᠠ ᠶᠢᠨ ᠰᠦᠮ᠎ᠡ ᠳ᠋ᠡᠬᠡᠨ ᠰᠠᠭᠣᠬᠣ ᠦᠬᠡᠢ ᠭᠡᠨ᠎ᠡ ᠶᠣᠣ ᠳ᠋ᠡ ᠯᠠᠮᠠ
ᠮᠠᠨᠢ ᠶᠢᠨ ᠡᠷᠳᠡᠨᠢ ᠨᠣᠮ ᠬᠦᠷᠢᠮ ᠢᠶᠡᠨ ᠣᠩᠰᠢᠬᠤ ᠦᠬᠡᠢ ᠭᠡᠨ᠎ᠡ ᠶᠣᠣ ᠳ᠋ᠡ ᠯᠠᠮᠠ
ᠮᠠᠨᠳᠣᠭᠣᠷ ᠲᠠᠨᠬᠣᠸᠠᠷ ᠲᠠᠢ ᠮᠠᠭᠣᠬᠠᠢ ᠶᠠᠪᠣᠳᠠᠯ ᠪᠠᠶᠢᠨ᠎ᠡ ᠭᠡᠨ᠎ᠡ ᠶᠣᠣ
ᠮᠢᠬ᠎ᠠ ᠪᠣᠯᠣᠭᠠᠳ ᠠᠷᠠᠰᠣ ᠲᠠᠢ ᠴᠢᠨᠢ ᠬᠡᠯᠡᠯᠴᠡᠶ᠎ᠡ ᠳ᠋ᠦᠩᠭᠡᠷ ᠬᠦᠢ
ᠰᠦᠮ᠎ᠡ ᠪᠣᠯᠣᠭᠠᠳ ᠬᠡᠶᠢᠳ ᠳ᠋ᠡᠭᠡᠨ ᠰᠠᠭᠣᠬᠣ ᠦᠬᠡᠢ ᠭᠡᠨ᠎ᠡ ᠶᠣᠣ ᠳ᠋ᠡ ᠯᠠᠮᠠ
ᠰᠣᠳᠣᠷ ᠨᠣᠮ ᠢᠶᠠᠨ ᠣᠩᠰᠢᠬᠤ ᠦᠬᠡᠢ ᠭᠡᠨ᠎ᠡ ᠶᠣᠣ ᠳ᠋ᠡ ᠯᠠᠮᠠ
ᠰᠠᠶᠢᠬᠠᠨ ᠲᠦᠷᠦᠭᠰᠡᠨ ᠲᠠᠨᠬᠣᠸᠠᠷ ᠲᠠᠢ ᠰᠠᠮᠭᠣᠨ ᠶᠠᠪᠣᠳᠠᠯ ᠪᠠᠶᠢᠨ᠎ᠠ ᠭᠡᠨ᠎ᠡ ᠶᠣᠣ
ᠰᠢᠷᠪᠣᠰᠣ ᠪᠣᠯᠣᠭᠠᠳ ᠮᠢᠬ᠎ᠠ ᠲᠠᠢ ᠴᠢᠨᠢ ᠬᠡᠯᠡᠯᠴᠡᠶ᠎ᠡ ᠳ᠋ᠦᠩᠭᠡᠷ ᠬᠦᠢ
ᠠᠩᠭ᠎ᠠ ᠪᠠᠭ᠎ᠠ ᠸᠠᠨ ᠯᠢ ᠭᠡᠳᠡᠭ ᠴᠢᠨᠢ ᠠᠮᠣᠷ ᠦᠬᠡᠢ ᠰᠦᠨᠡᠰᠦ ᠬᠦᠢ
ᠠᠭᠠᠷ ᠲᠡᠭᠷᠢ ᠶᠢᠨ ᠭᠣᠷᠪᠠᠨ ᠳᠠᠬᠢᠨᠢ ᠶᠢᠨ ᠨᠢᠭᠡ ᠨᠢ ᠭᠡᠨ᠎ᠡ ᠬᠦᠢ
ᠠᠩᠭ᠎ᠠ ᠪᠠᠭ᠎ᠠ ᠸᠠᠨ ᠯᠢ ᠬᠣᠸᠠᠷ ᠤᠨ ᠪᠣᠶᠠᠨᠬᠡᠰᠢᠭ ᠳ᠋ᠠ ᠯᠠᠮᠠ ᠴᠢᠨᠢ
ᠠᠭᠣᠢ ᠰᠦᠮ᠎ᠡ ᠶᠢᠨ ᠨᠠᠶᠠᠨ ᠨᠢᠭᠡᠨ ᠰᠢᠳᠦᠬᠡᠨ ᠦ ᠨᠢᠭᠡ ᠭᠡᠨ᠎ᠡ ᠬᠦᠢ
ᠦᠬᠢᠨ ᠪᠠᠭ᠎ᠠ ᠸᠠᠨ ᠯᠢ ᠭᠡᠳᠡᠭ ᠴᠢᠨᠢ ᠢᠷᠠᠭᠣ ᠦᠬᠡᠢ ᠰᠦᠨᠡᠰᠦ ᠬᠦᠢ
ᠡᠴᠢᠭᠡ ᠳᠡᠭᠷᠢ ᠶᠢᠨ ᠭᠣᠷᠪᠠᠨ ᠳᠠᠬᠢᠨᠢ ᠶᠢᠨ ᠨᠢᠭᠡ ᠨᠢ ᠭᠡᠨ᠎ᠡ ᠬᠦᠢ
ᠦᠬᠢᠨ ᠪᠠᠭ᠎ᠠ ᠸᠠᠨ ᠯᠢ ᠬᠣᠸᠠᠷ ᠤᠨ ᠪᠣᠶᠠᠨᠬᠡᠰᠢᠭ ᠳ᠋ᠠ ᠯᠠᠮᠠ ᠴᠢᠨᠢ
ᠦᠨᠳᠦᠷ ᠰᠦᠮ᠎ᠡ ᠶᠢᠨ ᠨᠠᠶᠠᠨ ᠨᠢᠭᠡᠨ ᠰᠢᠳᠣᠭᠡᠨ ᠤ ᠨᠢᠭᠡ ᠨᠢ ᠭᠡᠨ᠎ᠡ ᠬᠦᠢ

推荐音乐

热门歌手

最新歌单

声明:本站不存储任何音频数据,站内歌曲来自搜索引擎,如有侵犯版权请及时联系我们,我们将在第一时间处理!

自若本站收录的无意侵犯了DJ或DJ所属公司权益,请通过底部联系方式来信告知,我们会及时处理和回复!领酷音乐网

领酷音乐网-免费MP3下载|流行DJ舞曲|抖音热门歌曲|网络热门歌曲|酷狗音乐排行 版权投诉 请联系我们 123456#qq.com